ᠴᠢ ᠮᠢᠨᠤ
ᠦᠭᠡ᠄ ᠪᠠᠶᠠᠨᠮᠥᠩᠬᠡ ᠂ ᠪᠥᠬᠡᠪᠠᠲᠤ
ᠠᠶᠠᠯᠭᠤ᠄ ᠪᠠᠶᠠᠨᠮᠥᠩᠬᠡ
ᠬᠥᠭ᠍ᠵᠢᠮ ᠦᠨ ᠨᠠᠢᠢᠷᠠᠭᠤᠯᠤᠭ᠌ᠴᠢ᠄ ᠪᠠᠶᠠᠨᠮᠥᠩᠬᠡ
ᠤᠷᠠᠨ ᠰᠠᠢᠬᠠᠨ ᠪᠡᠶ ᠡ ᠴᠢᠨᠢ ᠨᠠᠳᠠ ᠳᠤ ᠲᠠᠭᠠᠯᠠᠭᠳᠠᠵᠤ
ᠥᠩᠭᠡ ᠶᠢᠨ ᠴᠡᠴᠡᠭᠡᠰ ᠵᠢᠷᠦᠬᠡᠨ ᠳᠦ ᠳᠡᠯᠭᠡᠷᠡᠭᠡᠳ
ᠦ᠂᠂᠂ ᠡᠩᠬᠦᠷᠡᠢ ᠬᠠᠢᠷ ᠠ ᠮᠢᠨᠢ
ᠤᠶᠠᠨ ᠵᠥᠭᠡᠯᠡᠨ ᠬᠠᠷᠠᠴᠠᠨ ᠳᠤ ᠴᠢᠨᠢ ᠪᠢ ᠲᠠᠲᠠᠭᠳᠠᠵᠤ
ᠤᠯᠠᠮ ᠤᠯᠠᠮ ᠡᠭᠡᠯᠢᠬᠡᠨ ᠰᠠᠨᠠᠭᠳᠠᠭᠠᠳ
ᠦ᠂᠂᠂ ᠦᠨᠡᠨ ᠬᠠᠢᠷ ᠠ ᠮᠢᠨᠢ
ᠰᠥᠨᠢᠵᠢᠨ ᠵᠡᠭᠦᠳᠦᠯᠡᠵᠦ ᠯᠠ ᠬᠣᠨᠣᠭᠰᠠᠨ
ᠵᠢᠷᠦᠬᠡ ᠪᠡᠷ ᠬᠣᠯᠪᠣᠭ ᠠ ᠨᠡᠢᠯᠡᠭ᠍ᠰᠡᠨ
ᠵᠦᠢᠷᠯᠡᠰᠢ ᠦᠭᠡᠢ ᠮᠡᠳᠡᠷᠡᠮᠵᠢ ᠮᠢᠨᠢ
ᠰᠠᠨᠠᠭ ᠠ ᠪᠣᠳᠣᠯ ᠢ ᠡᠵᠡᠮᠳᠡᠭ᠍ᠰᠡᠨ
ᠬᠣᠯᠠ ᠶᠢᠨ ᠴᠢᠮ ᠠ ᠤᠷᠤᠭᠤ ᠣᠳᠣᠭᠰᠠᠨ
ᠬᠤᠪᠢᠷᠠᠰᠢ ᠦᠭᠡᠢ ᠰᠡᠳᠬᠢᠯ ᠮᠢᠨᠢ
ᠴᠢ ᠮᠢᠨᠤ ᠂ ᠡᠩᠬᠦᠷᠡᠢ ᠬᠠᠢᠷ ᠠ
ᠴᠢ ᠮᠢᠨᠤ ᠂ ᠦᠨᠡᠨ ᠬᠠᠢᠷ ᠠ
ᠬᠣᠯᠠ ᠶᠢᠨ ᠲᠡᠷᠭᠡᠯ ᠰᠠᠷᠠ ᠰᠢᠭ᠋ ᠵᠢᠷᠦᠬᠡᠨ ᠳᠦ ᠬᠠᠷᠠᠭᠳᠠᠵᠤ
ᠬᠣᠨᠣᠭ ᠤᠨ ᠤᠷᠲᠤ ᠶᠢ ᠲᠤᠭᠤᠯᠤᠨ ᠰᠠᠨᠠᠭᠠᠯᠵᠠᠭᠠᠳ
ᠦ᠂᠂᠂ ᠵᠢᠷᠦᠬᠡᠨ ᠬᠠᠢᠷ ᠠ ᠮᠢᠨᠢ
ᠦᠳᠡᠰᠢ ᠶᠢᠨ ᠨᠣᠢᠷ ᠤᠨ ᠵᠡᠭᠦᠳᠦᠨ ᠪᠣᠯᠵᠣᠭᠠᠨ ᠳᠤ ᠦᠵᠡᠭ᠍ᠳᠡᠭᠡᠳ
ᠦᠷ ᠦᠨ ᠭᠡᠭᠡᠨ ᠳᠦ ᠲᠠᠢᠪᠤᠤ ᠰᠡᠷᠡᠬᠦᠯᠡᠷ
ᠦ᠂᠂᠂ ᠵᠡᠭᠦᠳᠦᠨ ᠬᠠᠢᠷ ᠠ ᠮᠢᠨᠢ
ᠰᠥᠨᠢᠵᠢᠨ ᠵᠡᠭᠦᠳᠦᠯᠡᠵᠦ ᠯᠠ ᠬᠣᠨᠣᠭᠰᠠᠨ
ᠵᠢᠷᠦᠬᠡ ᠪᠡᠷ ᠬᠣᠯᠪᠣᠭ ᠠ ᠨᠡᠢᠯᠡᠭ᠍ᠰᠡᠨ
ᠵᠦᠢᠷᠯᠡᠰᠢ ᠦᠭᠡᠢ ᠮᠡᠳᠡᠷᠡᠮᠵᠢ ᠮᠢᠨᠢ
ᠰᠠᠨᠠᠭ ᠠ ᠪᠣᠳᠣᠯ ᠢ ᠡᠵᠡᠮᠳᠡᠭ᠍ᠰᠡᠨ
ᠬᠣᠯᠠ ᠶᠢᠨ ᠴᠢᠮ ᠠ ᠤᠷᠤᠭᠤ ᠣᠳᠣᠭᠰᠠᠨ
ᠬᠤᠪᠢᠷᠠᠰᠢ ᠦᠭᠡᠢ ᠰᠡᠳᠬᠢᠯ ᠮᠢᠨᠢ
ᠴᠢ ᠮᠢᠨᠤ ᠂ ᠵᠢᠷᠦᠬᠡᠨ ᠬᠠᠢᠷ ᠠ
ᠴᠢ ᠮᠢᠨᠤ ᠂ ᠵᠡᠭᠦᠳᠦᠨ ᠬᠠᠢᠷ ᠠ
ᠴᠢ ᠮᠢᠨᠤ ᠂ ᠵᠢᠷᠦᠬᠡᠨ ᠬᠠᠢᠷ ᠠ
ᠴᠢ ᠮᠢᠨᠤ ᠂ ᠵᠡᠭᠦᠳᠦᠨ ᠬᠠᠢᠷ ᠠ